
ᠮᠠᠨ ᠤ ᠳᠡᠭᠡᠳᠦ ᠰᠤᠷᠭᠠᠭᠤᠯᠢ ᠶᠢᠨ ᠨᠠᠮ ᠤᠨ ᠶᠡᠷᠦᠩᠬᠡᠢ ᠡᠭᠦᠷ ᠬᠤᠭᠤᠴᠠᠭ᠎ᠠ ᠰᠣᠯᠢᠬᠤ ᠰᠤᠩᠭᠤᠭᠤᠯᠢ ᠶᠢᠨ ᠬᠤᠷᠠᠯ ᠬᠢᠭᠰᠡᠨ ᠨᠢ

2019 ᠣᠨ ᠤ 10 ᠰᠠᠷ᠎ᠠ ᠶᠢᠨ 17 ᠤ ᠡᠳᠦᠷ ᠤᠨ ᠦᠳᠡ ᠶᠢᠨ ᠬᠤᠶᠢᠨ᠎ᠠ ᠶᠢᠨ16 ᠴᠠᠭ 30 ᠮᠢᠨᠦ᠋ᠲ ᠳᠤ᠂ ᠮᠠᠨ ᠤ ᠳᠡᠭᠡᠳᠦ ᠰᠤᠷᠭᠠᠭᠤᠯᠢ ᠶᠢᠨ ᠨᠠᠮ ᠤᠨ ᠶᠡᠷᠦᠩᠬᠡᠢ ᠡᠭᠦᠷ ᠶᠡᠷᠦᠩᠬᠡᠶᠢᠯᠡᠭᠰᠡᠨ ᠠᠰᠠᠷ ᠤᠨ ᠳᠦᠷᠪᠡᠳᠦᠭᠡᠷ ᠳᠠᠪᠬᠤᠷᠭ᠎ᠠ ᠶᠢᠨ ᠱᠠᠲᠤᠯᠵᠢᠨ ᠬᠢᠴᠢᠶᠡᠯ ᠤᠨ ᠭᠡᠷ ᠲᠤ ᠬᠤᠭᠤᠴᠠᠭ᠎ᠠ ᠰᠣᠯᠢᠬᠤ ᠰᠤᠩᠭᠤᠭᠤᠯᠢ ᠶᠢᠨ ᠬᠤᠷᠠᠯ ᠬᠢᠵᠦ᠂ ᠬᠤᠷᠠᠯ ᠢ ᠨᠠᠮ ᠤᠨ ᠶᠡᠷᠦᠩᠬᠡᠢ ᠡᠭᠦᠷ ᠤᠨ ᠰᠠᠬᠢᠯᠭ᠎ᠠ ᠪᠠᠲᠤ ᠪᠠᠶᠢᠴᠠᠭᠠᠬᠤ ᠬᠡᠰᠢᠭᠦᠨ ᠰᠦᠩ ᠶᠣᠸᠠᠢ ᠹᠧᠢ ᠡᠷᠬᠢᠯᠡᠵᠡᠢ᠃

ᠬᠤᠷᠠᠯ ᠳᠤ᠂ ᠳᠡᠭᠡᠳᠦ ᠰᠤᠷᠭᠠᠭᠤᠯᠢ ᠶᠢᠨ ᠨᠠᠮ ᠤᠨ ᠶᠡᠷᠦᠩᠬᠡᠢ ᠡᠭᠦᠷ ᠤᠨ ᠱᠦᠵᠢ ᠸᠠᠩ ᠵᠢᠶᠦ᠋ᠨ ᠯᠢᠩ ᠳᠡᠭᠡᠷ᠎ᠡ ᠨᠢᠭᠡ ᠬᠤᠭᠤᠴᠠᠭᠠᠨ ᠤ ᠨᠠᠮ ᠤᠨ ᠶᠡᠷᠦᠩᠬᠡᠢ ᠡᠭᠦᠷ ᠢ ᠲᠥᠯᠦᠭᠡᠯᠡᠵᠦ ᠠᠵᠢᠯ ᠤᠨ ᠮᠡᠳᠡᠭᠦᠯᠦᠯᠲᠡ ᠬᠢᠵᠦ᠂ ᠥᠩᠭᠡᠷᠡᠭᠰᠡᠨ 4 ᠵᠢᠯ ᠤᠨ ᠠᠵᠢᠯ ᠤᠨ ᠪᠠᠶᠢᠳᠠᠯ ᠢᠶᠠᠨ ᠳ᠋ᠦᠩᠨᠡᠵᠦ᠂᠂ ᠣᠷᠤᠰᠢᠵᠤ ᠪᠠᠶᠢᠭ᠎ᠠ ᠠᠰᠠᠭᠤᠳᠠᠯ ᠢ ᠵᠢᠭᠠᠵᠣ ᠭᠠᠷᠭᠠᠨ᠂ ᠳᠠᠷᠠᠭ᠎ᠠ ᠠᠯᠬᠤᠮ ᠤᠨ ᠠᠵᠢᠯ ᠤᠨ ᠲᠥᠯᠦᠪᠯᠡᠭᠡ ᠪᠠᠨ ᠳᠤᠷᠠᠳᠴᠠᠢ᠃ ᠠᠵᠢᠯ ᠤᠨ ᠮᠡᠳᠡᠭᠦᠯᠦᠯᠲᠡ ᠨᠢ ᠬᠤᠷᠠᠯ ᠳᠤ ᠣᠷᠤᠯᠴᠠᠭᠰᠠᠨ ᠨᠠᠮ ᠤᠨ ᠬᠡᠰᠢᠭᠦᠳ ᠤᠨ ᠲᠥᠯᠦᠭᠡᠯᠡᠭᠴᠢᠳ ᠤᠨ ᠪᠥᠷᠢᠨ ᠳᠡᠮᠵᠢᠯᠭᠡ ᠪᠠ ᠨᠣᠲᠤᠯᠤᠯᠲᠠ ᠶᠢ ᠣᠯᠵᠠᠢ᠃

ᠬᠤᠷᠠᠯ ᠨᠢ ᠨᠡᠷ᠎ᠡ ᠪᠢᠴᠢᠬᠦ ᠦᠭᠡᠢ ᠪᠢᠯᠧᠲ ᠥᠭᠬᠦ ᠠᠷᠭ᠎ᠠ ᠪᠣᠯᠤᠨ ᠵᠥᠷᠢᠶ᠎ᠡ ᠲᠣᠭᠠᠨ ᠤ ᠰᠤᠩᠭᠤᠭᠤᠯᠢ ᠶᠢᠨ ᠠᠷᠭ᠎ᠠ ᠶᠢ ᠬᠡᠷᠡᠭᠯᠡᠵᠦ᠂ ᠰᠢᠨ᠎ᠡ ᠨᠢᠭᠡ ᠬᠤᠭᠤᠴᠠᠭᠠᠨ ᠤ ᠨᠠᠮ ᠤᠨ ᠶᠡᠷᠦᠩᠬᠡᠢ ᠡᠭᠦᠷ ᠤᠨ ᠬᠡᠰᠢᠭᠦᠨ ᠢ ᠰᠤᠩᠭᠤᠵᠠᠢ᠃ ᠰᠤᠩᠭᠤᠭᠤᠯᠢ  ᠪᠠᠷ ᠳᠠᠮᠵᠢᠨ᠂ ᠸᠠᠩ ᠵᠢᠶᠦ᠋ᠨ ᠯᠢᠩ᠂ ᠣᠶᠤᠨᠪᠢᠯᠢᠭ᠌᠂ ᠰᠦᠨ ᠯᠢ ᠮᠢᠨ᠂ ᠰᠦᠩ ᠶᠤᠸᠠᠢ ᠹᠧᠢ᠂ ᠰᠦᠷᠲᠠᠢ᠂ ᠰᠣᠳᠤᠰᠡᠴᠡᠨ᠂ ᠭᠦᠷᠦᠮ᠎ᠠ ᠵᠡᠷᠭᠡ ᠬᠦᠮᠦᠰ ᠨᠢ ᠤᠭᠰᠠᠭᠠᠲᠠᠨ ᠵᠦᠢ ᠨᠡᠶᠢᠭᠡᠮ ᠵᠦᠢ ᠶᠢᠨ ᠳᠡᠭᠡᠳᠦ ᠰᠤᠷᠭᠠᠭᠤᠯᠢ ᠶᠢᠨ ᠨᠠᠮ ᠤᠨ ᠶᠡᠷᠦᠩᠬᠡᠢ ᠡᠭᠦᠷ ᠤᠨ ᠰᠢᠨ᠎ᠡ ᠨᠢᠭᠡ ᠬᠤᠭᠤᠴᠠᠭᠠᠨ ᠤ ᠬᠡᠰᠢᠭᠦᠳ ᠪᠣᠯᠣᠭᠰᠠᠨ ᠪᠠᠶᠢᠨ᠎ᠠ᠃

 