2019 ᠣᠨ ᠤ 3ᠰᠠᠷ᠎ᠠ ᠶᠢᠨ20 ᠤ ᠦᠳᠡ ᠶᠢᠨ ᠡᠮᠦᠨ᠎ᠡ ᠶᠢᠨ11 :30 ᠳᠤ ᠮᠠᠨ ᠤ ᠳᠡᠭᠡᠳᠦ ᠰᠤᠷᠭᠠᠭᠤᠯᠢ ᠶᠢᠨ ᠬᠤᠷᠠᠯ ᠤᠨ ᠭᠡᠷ ᠲᠤ ᠥᠪᠦᠷ ᠮᠣᠩᠭᠤᠯ ᠤᠨ ᠶᠡᠭᠡ ᠰᠤᠷᠭᠠᠭᠤᠯᠢ ᠶᠢᠨ ᠣᠶᠤᠲᠠᠳ ᠤᠨ ᠰᠢᠨ᠎ᠡ ᠶᠢ ᠡᠭᠦᠳᠬᠦ ᠦᠢᠯᠡᠰ ᠪᠣᠰᠬᠠᠬᠤ ᠲᠥᠯᠦᠪᠯᠡᠭᠡ ᠶᠢᠨ ᠮᠡᠳᠬᠡᠯᠴᠡᠭᠡᠨ ᠢ ᠶᠠᠪᠤᠭᠳᠠᠭᠤᠯᠵᠠᠢ᠃ ᠬᠤᠷᠠᠯ ᠳᠤ ᠰᠢᠩ ᠠᠨ ᠪᠠᠭᠰᠢ᠂ ᠰᠦᠨ ᠶᠤᠸᠠᠢ ᠹᠸᠢ ᠪᠠᠭᠰᠢ᠂ ᠣᠶᠣᠨᠪᠢᠯᠢᠭ᠌ ᠪᠠᠭᠰᠢ᠂ ᠪᠣᠣ ᠶᠢᠩ ᠬᠤᠸᠠ ᠪᠠᠭᠰᠢ ᠬᠢᠨᠠᠭᠴᠢ ᠶᠢᠨ ᠡᠭᠦᠷᠭᠡ ᠶᠢ ᠡᠭᠦᠷᠭᠡᠯᠡᠪᠡ᠃ ᠲᠤᠰ ᠣᠳᠠᠭᠠᠨ ᠤ ᠮᠡᠳᠬᠡᠯᠴᠡᠭᠡᠨ ᠳᠤ ᠨᠡᠶᠢᠲᠡ 21ᠳᠥᠰᠦᠪ ᠤᠨ ᠳᠤᠭᠤᠶᠢᠯᠠᠩ ᠲᠠᠢ᠂ ᠲᠣᠰ ᠤᠳᠠᠭᠠᠨ ᠤ ᠭᠤᠶᠤᠴᠢᠯᠠᠭᠰᠠᠨ ᠳᠦᠰᠦᠪ ᠤᠨ ᠲᠤᠭ᠎ᠠ ᠨᠢ ᠣᠶᠢᠷ᠎ᠠ ᠶᠢᠨ ᠵᠢᠯ ᠤᠨ ᠬᠠᠮᠤᠭ ᠥᠨᠳᠦᠷ ᠲᠡᠮᠳᠡᠭᠯᠡᠯ ᠢ ᠡᠭᠦᠳᠴᠡᠢ᠃
ᠡᠯ᠎ᠡ ᠳᠤᠭᠤᠶᠢᠯᠠᠩ ᠪᠦᠷ ᠬᠦᠢᠴᠡᠳ ᠪᠡᠯᠡᠳᠬᠡᠯ ᠲᠠᠢ ᠮᠦᠷᠲᠡᠭᠡᠨ PPTᠪᠠ ᠳᠦᠰᠦᠪ ᠤᠨ ᠦᠭᠦᠯᠡᠯ ᠢᠶᠠᠷ ᠥᠪᠡᠷ ᠤᠨ ᠢᠶᠠᠨ ᠪᠦᠲᠦᠭᠡᠯ ᠢ ᠲᠠᠶᠢᠯᠪᠤᠷᠢᠯᠠᠵᠠᠢ᠃ ᠪᠠᠭᠰᠢ ᠨᠠᠷ ᠡᠯ᠎ᠡ ᠳᠤᠭᠤᠶᠢᠯᠠᠩ ᠳᠤ ᠦᠨᠡᠯᠡᠯᠲᠡ ᠬᠢᠭᠰᠡᠨ ᠮᠦᠷᠲᠡᠭᠡᠨ ᠠᠰᠠᠭᠤᠯᠲᠠ ᠳᠤᠷᠠᠳᠴᠤ ᠲᠡᠳᠡᠨ ᠤ ᠳᠠᠪᠠᠭᠤᠯᠢᠭ ᠪᠠ ᠲᠤᠲᠠᠭᠳᠠᠯ ᠢ ᠮᠡᠷᠭᠡᠵᠢᠯ ᠤᠨ ᠬᠠᠷᠠᠭᠠᠰᠣ ᠠᠴᠠ ᠲᠠᠶᠢᠯᠪᠤᠷᠢᠯᠠᠵᠤ᠂ ᠣᠷᠣᠰᠢᠵᠣ ᠪᠠᠶᠢᠭ᠎ᠠᠠᠰᠠᠭᠤᠳᠠᠯ ᠳᠤ ᠰᠠᠨᠠᠭᠤᠯᠭ᠎ᠠ ᠳᠡᠪᠰᠢᠭᠦᠯᠵᠡᠢ᠃
ᠲᠣᠰ ᠣᠳᠠᠭᠠᠨ ᠤ ᠮᠡᠳᠬᠡᠯᠴᠡᠭᠡᠨ ᠨᠢ ᠦᠳᠡ ᠶᠢᠨ ᠬᠤᠶᠢᠨ᠎ᠠ ᠶᠢᠨ5 ᠴᠠᠭ ᠲᠤ ᠥᠨᠳᠦᠷᠯᠡᠪᠡ᠃ ᠬᠢᠨᠠᠭᠴᠢ ᠪᠠᠭᠰᠢ ᠨᠠᠷ ᠡᠯ᠎ᠡ ᠳᠤᠭᠤᠶᠢᠯᠠᠩ ᠤᠨ ᠳᠦᠰᠦᠪ ᠵᠢᠴᠢ ᠮᠡᠳᠬᠡᠯᠴᠡᠭᠡᠨ ᠤ ᠢᠯᠡᠷᠡᠯ ᠳᠤ ᠶᠠᠷᠢᠯᠴᠠᠭ᠎ᠠ ᠥᠷᠨᠢᠭᠦᠯᠵᠦ ᠦᠷ᠎ᠡ ᠳ᠋ᠦᠩ ᠢ ᠨᠡᠶᠢᠲᠡᠯᠡᠵᠡᠢ᠃ ᠡᠴᠦᠰ ᠲᠤ ᠮᠠᠨ ᠤ ᠳᠡᠭᠡᠳᠦ ᠰᠤᠷᠭᠠᠭᠤᠯᠢ ᠨᠢ15 ᠨᠡᠷᠡᠰ ᠰᠤᠷᠭᠠᠭᠤᠯᠢ ᠶᠢᠨ ᠳᠡᠰ ᠤᠨ ᠰᠢᠨ᠎ᠡ ᠶᠢ ᠡᠭᠦᠳᠬᠦ ᠦᠢᠯᠡᠰ ᠪᠣᠰᠬᠠᠬᠤ ᠲᠥᠯᠦᠪᠯᠡᠭᠡ ᠶᠢ ᠳᠡᠪᠰᠢᠬᠦᠯᠵᠦ᠂ ᠡᠭᠦᠨ ᠳᠤ 8 ᠳᠤᠭᠤᠶᠢᠯᠠᠩ ᠨᠢ ᠮᠤᠵᠢ ᠶᠢᠨ ᠳᠡᠰ ᠤᠨ ᠮᠡᠳᠬᠡᠯᠴᠡᠭᠡᠨ ᠤ ᠣᠷᠣᠯᠳᠤᠭᠠᠨ ᠪᠠ ᠤᠯᠤᠰ ᠤᠨ ᠳᠡᠰ ᠤᠨ ᠮᠡᠳᠬᠡᠯᠴᠡᠭᠡᠨ ᠤ ᠣᠷᠤᠯᠳᠤᠭᠠᠨ ᠳᠤ ᠣᠷᠣᠯᠴᠠᠬᠤ ᠡᠷᠬᠡ ᠶᠢ ᠣᠯᠵᠠᠢ᠃